МОНГОЛ БИЧГИЙН ҮНДСЭН ЗУРЛАГЫН НЭГ БОЛОХ СҮҮЛ 3 ҮСГЭНД ОРНО.

Үүнд:

  1. Гийгүүлэгчийн араас үгийн адагт орж буй “а, э” эгшгийг сүүлээр тэмдэглэнэ. Жишээ нь:

ᠬᠠᠨᠠ ᠂ ᠴᠤᠯᠠ ᠂ ᠡᠨᠡ ᠂ ᠰᠦᠯᠳᠡ

  1. Үгийн төгсгөлд дэвсгэрлэж орж буй “н” гийгүүлэгчийг сүүлээр тэмдэглэдэг. Жишээ нь:

ᠨᠤᠮᠢᠨ ᠂ ᠨᠠᠷᠠᠨ ᠂ ᠦᠨᠡᠨ ᠮᠤᠩᠭ᠋ᠤᠯ ᠪᠢᠴᠢᠭ᠋

  1. Үгийн адагт дэвсгэрлэж орж буй “д” гийгүүлэгчийг гэдэс сүүл гэсэн нийлэмжээр тэмдэглэдэг. Жишээ нь:

ᠬᠡᠦᠬᠡᠳ ᠂ ᠦᠬᠢᠳ ᠂ ᠬᠦᠪᠡᠭᠦᠳ

MONGOLIA

ᠮᠣᠩᠭᠣᠯ ᠪᠢᠴᠢᠭ ᠡᠭᠦᠯᠡᠨ ᠰᠣᠹᠲ

ᠨᠠᠷᠢᠯᠢᠭ ᠬᠢᠴᠡᠲᠡᠢ ᠲᠠᠪᠤᠨ ᠵᠦᠢᠯ ᠦᠨ ᠲᠢᠭ᠄ ᠴᠠᠭᠠᠨ᠂ ᠤᠷᠭ᠎ᠠ᠂ ᠪᠢᠴᠢᠮᠡᠯ᠂ ᠤᠷᠭ᠎ᠠ ︵ᠮᠣᠰᠺᠸᠠ︶᠂ ᠤᠷᠭ᠎ᠠ ᠨᠠᠷᠢᠨ᠅

ᠦᠰᠦᠭ ᠰᠢᠪᠡᠭᠴᠢ᠄ ᠬᠡᠷᠡᠭᠯᠡᠬᠦ ᠳᠦ ᠳᠥᠭᠥᠮ᠂ ᠪᠤᠷᠤᠭᠤ ᠪᠢᠴᠢᠯᠭᠡ ᠶᠢ ᠵᠠᠯᠠᠷᠠᠭᠤᠯᠬᠤ ᠴᠢᠳᠠᠮᠵᠢ ᠲᠠᠢ᠅

ᠳᠡᠯᠡᠬᠡᠢ ᠳᠠᠬᠢᠨ ᠳᠤ ᠥᠷᠭᠡᠨ ᠬᠡᠷᠡᠭᠯᠡᠭᠳᠡᠵᠦ ᠪᠠᠢᠭ᠎ᠠ Bootstrap ᠬᠡᠪ ᠦᠨ ᠪᠣᠰᠣᠭ᠎ᠠ ᠬᠡᠪᠯᠡᠯ᠅

ᠡᠨᠡ ᠪᠦᠬᠦᠨ ᠢ ᠲᠠᠨ ᠳᠤ ᠲᠥᠯᠦᠪᠦᠷᠢ ᠦᠭᠡᠢ ᠬᠡᠷᠡᠭᠯᠡᠭᠦᠯᠦᠨ᠎ᠡ᠃ Yes. Its Free! ᠬᠡᠷᠪᠡ ᠲᠠ ᠮᠢᠨᠤ ᠠᠵᠢᠯ ᠢ ᠦᠨ᠎ᠡ ᠥᠷᠲᠡᠭ ᠲᠡᠢ ᠭᠡᠵᠦ ᠪᠣᠳᠣᠪᠠᠯ᠂ ᠬᠠᠨᠳᠢᠪᠯᠠᠵᠤ ︵Donate︶ ᠪᠣᠯᠣᠨ᠎ᠠ᠃

ᠮᠣᠩᠭᠣᠯ ᠪᠢᠴᠢᠭ ᠢᠶᠡᠨ ᠬᠠᠢᠷᠠᠯᠠᠵᠤ᠂ ᠮᠣᠩᠭᠣᠯ ᠬᠡᠯᠡ᠂ ᠮᠣᠩᠭᠣᠯ ᠪᠢᠴᠢᠭ ᠦᠨ ᠬᠥᠭᠵᠢᠯᠲᠡ ᠳᠦ ᠬᠤᠪᠢ ᠨᠡᠮᠡᠷᠢ ᠦᠵᠡᠭᠦᠯᠬᠦ ᠨᠢ ᠲᠤᠰ ᠰᠠᠢᠲ ᠢ ᠡᠬᠢᠯᠡᠭᠦᠯᠦᠭᠰᠡᠨ ᠵᠣᠷᠢᠯᠭ᠎ᠠ ᠮᠥᠨ ᠴᠤ ᠬᠥᠭᠵᠢᠯ ᠦᠨ ᠬᠠᠷᠠᠯᠲᠠ ᠶᠤᠮ᠃

ᠥᠩᠭᠡᠷᠡᠭᠰᠡᠨ ᠳᠦ ᠪᠢᠳᠡ ᠮᠣᠩᠭᠣᠯ ᠰᠠᠢᠲ ᠬᠢᠬᠦ ᠦᠶᠡᠰ᠂ ᠮᠥᠩᠬᠡ ᠭᠠᠯ ᠤᠨ ᠲᠢᠭ ︵ᠹᠣᠨᠲ︶ ᠪᠣᠯᠤᠨ ᠮᠧᠺᠷᠤᠰᠣᠹᠲ ᠤᠨ IE ᠬᠡᠷᠡᠭᠯᠡᠬᠦ ᠨᠢ ᠭᠣᠣᠯᠲᠠᠢ ᠪᠠᠢᠯ᠎ᠠ᠃ ᠪᠠᠷᠢᠮᠵᠢᠶ᠎ᠠ ᠺᠣᠳ᠋ ᠢ ᠲᠦᠭᠡᠮᠡᠯᠵᠢᠭᠦᠯᠬᠦ ᠪᠣᠯᠤᠨ ᠬᠥᠲᠥᠴᠢ ᠶᠢᠨ ᠪᠠᠷᠢᠮᠵᠢᠶᠠᠨ ᠤ ᠬᠥᠭᠵᠢᠯᠲᠡ ᠶᠢ ᠳᠠᠭᠠᠨ ᠡᠨᠡ ᠬᠦ ᠪᠠᠢᠳᠠᠯ ᠴᠤ ᠲᠡᠦᠬᠡ ᠪᠠᠢᠬᠤ ᠨᠢ ᠵᠠᠢᠯᠠᠰᠢ ᠦᠭᠡᠢ᠃ ᠶᠠᠭ ᠡᠨᠡ ᠰᠢᠨ᠎ᠡ ᠬᠠᠭᠤᠴᠢᠨ ᠰᠣᠯᠢᠭᠳᠠᠬᠤ ᠴᠠᠭ ᠦᠶ᠎ᠡ ᠶᠢᠨ ᠱᠠᠭᠠᠷᠳᠠᠯᠭ᠎ᠠ ᠪᠠᠷ ᠮᠠᠨ ᠰᠠᠢᠲ ᠹᠣᠨᠲ ︵ᠦᠰᠦᠭ ᠦᠨ ᠲᠢᠭ︶᠂ ᠦᠰᠦᠭ ᠰᠢᠪᠡᠭᠴᠢ᠂ ᠪᠣᠰᠣᠭ᠎ᠠ ᠬᠡᠪ ᠢ (HTML5) ᠦᠷᠭᠡᠨ ᠤᠯᠠᠨ ᠰᠦᠯᠵᠢᠶᠠᠨ ᠤ ᠮᠡᠷᠭᠡᠵᠢᠯᠲᠡᠨ ᠪᠣᠯᠭᠠᠨ ᠬᠡᠷᠡᠭᠯᠡᠭᠴᠢᠳ ᠲᠦ ᠪᠡᠨ ᠳᠡᠪᠰᠢᠭᠦᠯᠦᠯ᠎ᠡ᠃

ᠬᠥᠮᠦᠰ ᠲᠤᠰ ᠰᠠᠢᠲ ᠤᠨ ᠦᠢᠯᠡᠴᠢᠯᠡᠭᠡ ᠶᠢ ᠠᠰᠢᠭᠯᠠᠨᠪᠠᠯ᠂ ᠨᠡᠩ ᠲᠦᠷᠭᠡᠨ᠂ ᠮᠠᠰᠢ ᠬᠢᠮᠳᠠ᠂ ᠤᠯᠠᠮ ᠴᠢᠨᠠᠷᠯᠢᠭ ᠮᠣᠩᠭᠣᠯ ᠰᠣᠹᠲ ᠦᠢᠯᠡᠳᠬᠦ ᠪᠣᠯᠤᠨ᠎ᠠ ᠭᠡᠵᠦ ᠪᠢ ᠬᠦᠰᠡᠵᠦ ᠪᠠᠢᠨ᠎ᠠ᠂ ᠪᠠᠰᠠ ᠴᠤ ᠢᠲᠡᠭᠡᠵᠦ ᠪᠠᠢᠨ᠎ᠠ᠃ ᠴᠢᠨᠠᠭᠰᠢ ᠰᠠᠢᠨ ᠮᠥᠴᠡᠯᠭᠡ ᠪᠣᠯᠵᠤ᠂ ᠨᠠᠩ ᠣᠯᠠᠨ ᠮᠣᠩᠭᠣᠯ ᠰᠠᠢᠲ᠂ ᠮᠣᠩᠭᠣᠯ ᠰᠣᠹᠲ ᠢᠯᠡᠷᠡᠵᠦ᠂ ᠨᠡᠩ ᠣᠯᠠᠨ ᠮᠣᠩᠭᠣᠯ ᠰᠠᠢᠲ᠂ ᠮᠣᠩᠭᠣᠯ ᠰᠣᠹᠲ ᠢᠯᠡᠷᠡᠭᠰᠡᠨ ᠡᠴᠡ ᠤᠯᠠᠮ ᠰᠠᠢᠨ ᠮᠡᠷᠭᠡᠵᠢᠯ ᠦᠳ ᠢᠯᠡᠷᠡᠬᠦ ᠶᠤᠮ ᠭᠡᠵᠦ ᠪᠣᠳᠤᠵᠤ ᠪᠠᠢᠨ᠎ᠠ᠃ ᠬᠡᠷᠪᠡ ᠲᠡᠢᠮᠦ ᠪᠣᠯᠬᠤ ᠳᠤ ᠬᠦᠷᠪᠡᠯ᠂ ᠬᠡᠷᠡᠭᠯᠡᠭᠴᠢ ᠪᠦᠬᠦᠨ ᠳᠦ ᠠᠰᠢᠭ ᠲᠠᠢ ᠪᠢᠰᠢ ᠤᠤ᠃

ᠨᠢᠭᠡ᠂ ᠹᠣᠨᠲ ᠤᠨ ᠲᠠᠨᠢᠯᠴᠠᠭᠤᠯᠭ᠎ᠠ

  • ᠵᠢᠵᠢᠭ᠂ ᠮᠠᠨ ᠤ ᠹᠣᠨᠲ ᠤᠨ ᠹᠠᠢᠯ ᠤᠳ ᠶᠡᠬᠡ ᠪᠠᠭ᠎ᠠ ᠪᠠᠷ ᠢᠶᠠᠨ ᠰᠦᠯᠵᠢᠶᠡᠨ ᠬᠡᠷᠡᠭᠯᠡᠭᠳᠡᠵᠦ ᠪᠠᠢᠭ᠎ᠠ ᠪᠤᠰᠤᠳ ᠹᠣᠨᠲ ᠤᠨ ᠵᠥᠪᠬᠡᠨ ᠲᠠᠪᠤᠨ ᠤ ᠨᠢᠭᠡ ᠣᠷᠴᠢᠮ ᠪᠠᠢᠵᠤ᠂ ᠡᠬᠢ ᠰᠤᠷᠪᠤᠯᠵᠢ ᠶᠢ ᠮᠦᠨ ᠲᠠᠪᠤᠨ ᠤ ᠨᠢᠭᠡ ᠠᠷᠪᠢᠯᠠᠨ᠎ᠠ᠃
  • ᠨᠠᠷᠢᠯᠢᠭ᠂ ᠰᠠᠢᠬᠠᠨ ᠹᠣᠨᠲ ᠤᠩᠰᠢᠭᠴᠢ ᠶᠢᠨ ᠤᠩᠰᠢᠬᠤ ᠤᠷᠮ᠎ᠠ ᠶᠢ ᠬᠦᠭᠵᠢᠭᠦᠯᠦᠨ᠎ᠡ᠂ ᠶᠠᠭ ᠲᠡᠢᠮᠦ ᠡᠴᠡ ᠪᠢ ᠹᠣᠨᠲ ᠢ ᠨᠠᠷᠢᠯᠢᠭ ᠬᠢᠴᠡᠲᠡᠢ ᠦᠢᠯᠡᠳᠬᠦ ᠪᠡᠷ ᠶᠡᠬᠡ ᠬᠦᠴᠦ ᠣᠷᠣᠭᠤᠯᠴᠤ ᠦᠰᠦᠭ ᠲᠠᠰᠤᠷᠠᠬᠤ᠂ ᠦᠶ᠎ᠡ ᠶᠢᠨ ᠲᠠᠢᠷᠠᠯᠵᠠᠬᠤ᠂ ᠬᠢᠷᠦᠭᠡᠨ ᠦ ᠢᠷ ᠵᠡᠷᠭᠡ ᠪᠠᠭᠠᠰᠬᠠᠬᠤ ᠪᠤᠶᠤ ᠦᠭᠡᠢᠰᠬᠡᠪᠡ᠃
  • ᠪᠠᠶᠠᠯᠢᠭ᠂ ᠥᠩᠭᠡᠷᠡᠭᠰᠡᠨ ᠳᠦ ᠪᠢᠳᠡ ᠪᠦᠬᠦ ᠰᠠᠢᠲ ᠢ ᠭᠠᠭᠴᠠ ᠨᠢᠭᠡ ᠴᠠᠭᠠᠨ ᠲᠢᠭ ᠢᠶᠡᠷ ᠪᠣᠯᠭᠠᠭᠰᠠᠨ ᠬᠠᠭᠤᠳᠠᠰᠤ ᠣᠯᠠᠨ ᠬᠠᠷᠠᠵᠤ ᠪᠠᠢᠯ᠎ᠠ᠂ ᠣᠳᠣ ᠪᠢᠳᠡ ᠴᠠᠭᠠᠨ᠂ ᠭᠠᠷᠴᠠᠭ᠂ ᠤᠷᠭ᠎ᠠ᠂ ᠱᠤᠷᠭ᠎ᠠ᠂ ᠪᠢᠴᠢᠮᠡᠯ ᠵᠡᠷᠭᠡ ᠲᠠᠪᠤᠨ ᠲᠢᠭ ᠢ ᠵᠡᠷᠭᠡᠴᠡᠭᠦᠯᠵᠦ ᠬᠡᠷᠡᠭᠯᠡᠬᠦ ᠪᠣᠯᠤᠮᠵᠢᠲᠠᠢ᠃
  • ᠠᠮᠢᠳᠤᠯᠢᠭ᠂ ᠮᠣᠩᠭᠣᠯ ᠪᠢᠴᠢᠭ ᠶᠠᠭ ᠣᠳᠣ ᠮᠥᠩᠬᠡ ᠭᠠᠯ ᠠᠴᠠ ᠣᠯᠠᠨ ᠤᠯᠤᠰ ᠤᠨ ᠪᠠᠷᠢᠮᠵᠢᠶ᠎ᠠ ᠺᠣᠳ᠋ ᠲᠤ ᠰᠢᠯᠵᠢᠵᠦ ᠪᠠᠢᠭ᠎ᠠ ᠶᠢ ᠪᠣᠳᠣᠯᠬᠢᠯᠠᠭᠰᠠᠨ ᠠᠴᠠ᠂ ᠡᠳᠡᠭᠡᠷ ᠹᠣᠨᠲ ᠢ ᠬᠡᠷᠡᠭᠯᠡᠵᠦ ᠪᠠᠷᠢᠮᠵᠢᠶ᠎ᠠ ᠎ᠺᠣᠳ᠋ ᠪᠣᠯᠤᠨ ᠮᠥᠩᠬᠡ ᠭᠠᠯ ᠤᠨ ᠺᠣᠳ᠋ ᠢ ᠬᠠᠮᠲᠤ ᠬᠡᠷᠡᠭᠯᠡᠬᠦ ᠪᠣᠯᠤᠮᠵᠢᠲᠠᠢ᠃

ᠬᠣᠶᠠᠷ᠂ ︽ᠴᠠᠨᠠᠢ ᠶᠢᠨ︾ ᠲᠠᠨᠢᠯᠴᠠᠭᠤᠯᠭ᠎ᠠ

ᠴᠠᠨᠠᠢ᠂ ᠮᠢᠩᠭᠠᠨ ᠤ ᠨᠣᠶᠠᠨ᠃ ᠥᠭᠡᠳᠡᠢ ᠬᠠᠭᠠᠨ ᠤ ᠦᠶ᠎ᠡ ᠬᠤᠳᠳᠤᠭ ᠮᠠᠯᠲᠠᠬᠤ ᠠᠵᠢᠯ ᠢ ᠵᠠᠬᠢᠷᠵᠤ᠂ ᠮᠥᠨ ᠵᠠᠮ ᠥᠷᠲᠡᠭᠡ ᠲᠠᠯᠪᠢᠬᠤ ᠵᠥᠪᠯᠡᠯᠭᠡ ᠶᠢ ᠳᠡᠪᠰᠢᠭᠦᠯᠦᠭᠰᠡᠨ ᠬᠥᠮᠦᠨ᠃ ᠶᠠᠭ ᠡᠳᠡᠭᠡᠷ ᠵᠠᠮ ᠤᠳ ᠨᠢ ᠳᠡᠯᠡᠬᠡᠢ ᠶᠢᠨ ᠲᠡᠦᠬᠡ ᠶᠢᠨ ᠬᠥᠭᠵᠢᠯᠲᠡ ᠳᠦ ᠠᠤᠭ᠎ᠠ ᠶᠡᠬᠡ ᠵᠢᠳᠬᠦᠯ ᠭᠠᠷᠭᠠᠭᠰᠠᠨ ᠪᠠᠢᠨ᠎ᠠ᠃ ᠮᠥᠨ ᠡᠳᠡᠭᠡᠷ ᠬᠤᠳᠳᠤᠭ ᠤᠳ ᠢ ᠥᠨᠥᠳᠦᠷ ᠪᠢᠳᠡ ᠪᠠᠰᠠ ᠬᠡᠷᠡᠭᠯᠡᠭᠰᠡᠭᠡᠷ ᠪᠠᠢᠨ᠎ᠠ ᠭᠡᠵᠦ ᠪᠢ ᠪᠣᠳᠣᠳᠠᠭ᠃ ᠡᠢᠮᠦ ᠠᠭᠤᠤ ᠬᠥᠮᠦᠨ ᠳᠤᠷᠠᠰᠬᠤ ᠦᠭᠡᠢ ᠶᠠᠮᠠᠷ ᠬᠥᠮᠦᠨ ᠢ ᠳᠤᠷᠠᠰᠬᠤ ᠪᠤᠢ ᠭᠡᠵᠦ ᠦᠰᠦᠭ ᠰᠢᠪᠡᠬᠦ ᠰᠣᠹᠲ ᠲᠠᠭᠠᠨ ︽ᠴᠠᠨᠠᠢ︾ ᠭᠡᠰᠡᠨ ᠨᠡᠷ᠎ᠡ ᠥᠭᠪᠡ᠃

ᠣᠨᠴᠠᠯᠢᠭ

  • ᠤᠬᠠᠭᠠᠯᠢᠭ᠂ ᠲᠤᠰ ᠰᠣᠹᠲ ᠬᠥᠲᠥᠴᠢ ᠶᠢᠨ ᠬᠡᠰᠡᠭ᠂ ᠦᠢᠯᠡᠴᠢᠯᠡᠬᠦ ᠬᠡᠰᠡᠭ᠂ ᠲᠣᠯᠢ ᠪᠢᠴᠢᠭ ᠵᠡᠷᠭᠡ ᠭᠤᠷᠪᠠᠨ ᠬᠡᠰᠡᠭ ᠢᠶᠡᠷ ᠪᠦᠷᠢᠯᠳᠦᠪᠡ᠃ ᠬᠥᠲᠥᠴᠢ ᠳᠦ ᠬᠡᠷᠡᠭᠯᠡᠭᠴᠢ ᠶᠢᠨ ᠳᠠᠷᠤᠪᠴᠢ ᠳᠠᠷᠤᠬᠤ ᠶᠢ ᠴᠢᠩᠨᠠᠵᠤ᠂ ᠦᠢᠯᠡᠴᠢᠯᠡᠭᠴᠢ ᠳᠠᠷᠤᠪᠴᠢ ᠶᠢ ᠦᠨᠳᠦᠰᠦᠯᠡᠨ ᠲᠣᠯᠢ ᠪᠢᠴᠢᠭ ᠡᠴᠡ ᠬᠡᠷᠡᠭᠯᠡᠭᠴᠢ ᠳᠦ ᠵᠥᠪᠯᠡᠭᠡ ᠥᠭᠭᠦᠨ᠎ᠡ᠃ ᠤᠬᠠᠭᠠᠯᠢᠭ ᠭᠡᠳᠡᠭ ᠨᠢ ᠬᠡᠷᠡᠭᠯᠡᠭᠴᠢ ᠪᠤᠷᠤᠭᠤ ᠳᠠᠷᠤᠪᠴᠢ ᠳᠠᠷᠤᠭᠰᠠᠨ ᠪᠠᠢᠳᠠᠯ᠂ ᠳᠦᠷᠰᠦ ᠢᠵᠢᠯ ᠪᠤᠷᠤᠭᠤ ᠠᠪᠢᠶᠠᠯᠠᠨ ᠪᠢᠴᠢᠭᠰᠡᠨ ᠪᠠᠢᠳᠠᠯ ᠳᠤ ᠴᠤ ᠨᠡᠯᠢᠶᠡᠳ ᠰᠠᠢᠨ ᠵᠥᠪᠯᠡᠭᠡ ᠥᠭᠴᠦ ᠴᠢᠳᠠᠳᠠᠭ᠃
  • ᠠᠮᠢᠳᠤᠯᠢᠭ᠂ ᠬᠡᠷᠡᠭᠯᠡᠭᠴᠢ ᠮᠣᠩᠭᠣᠯ ᠬᠡᠯᠡ ᠶᠢ ᠯᠠᠲ᠋ᠢᠨ ᠢᠶᠠᠷ ᠠᠪᠢᠶᠠᠯᠠᠨ ᠪᠢᠴᠢᠬᠦ᠂ ᠪᠠᠰᠠ ᠬᠡᠷᠡᠭᠯᠡᠵᠦ ᠳᠠᠳᠰᠠᠨ ᠮᠥᠩᠬᠡ ᠭᠠᠯ ᠪᠤᠶᠤ ᠮᠧᠺᠷᠣᠰᠣᠹᠲ ᠤᠨ ᠪᠠᠢᠷᠢᠯᠠᠯ ᠢ ᠰᠣᠩᠭᠣᠵᠤ ᠬᠡᠷᠡᠭᠯᠡᠵᠦ ᠪᠣᠯᠤᠨ᠎ᠠ᠃
Scroll to Top